Санахын гэгээ

歌手: Л. Болдбаатар • 专辑:Монгол эгшиглэн • 发布时间:2010-01-01
作词 : Ш. Лхамноржмаа
 作曲 : Цэн. Эрдэнэбат
ᠬᠠᠢᠷᠠᠯᠠᠬᠤ ᠥᠬᠡᠢ ᠪᠠᠢᠬᠤ  ᠶᠢᠨ ᠠᠷᠭ᠎ᠠ ᠥᠬᠡᠢ
ᠬᠣᠩᠭᠣᠷ ᠴᠢᠮᠠᠶᠢ ᠠᠷᠭᠠᠳᠠᠶ᠎ᠠ
ᠦᠳᠡᠰᠢ ᠥᠬᠡᠢ ᠬᠠᠢᠷ᠎ᠠ  ᠶᠢᠨ ᠰᠡᠳᠬᠢᠯ  ᠳᠤ  ᠪᠠᠨ
ᠦᠨᠡᠨᠴᠢ  ᠪᠠᠷ ᠴᠢᠮᠠᠶᠢ  ᠪᠠᠨ ᠬᠦᠯᠢᠶᠡᠨ᠎ᠡ
ᠵᠢᠷᠦᠬᠡᠨ  ᠤ ᠮᠢᠨᠢ ᠬᠠᠢᠷᠠᠨ  ᠳᠤ ᠵᠥᠩᠳᠡᠭᠡᠨ ᠰᠠᠭᠠᠳᠠᠭᠠᠷᠠᠢ
ᠴᠢᠮ᠎ᠠ ᠥᠬᠡᠢ  ᠪᠠᠷ ᠭᠠᠩᠳᠠᠬᠤ ᠠᠮᠢᠳᠤᠷᠠᠯ  ᠳᠤ ᠮᠢᠨᠢ
ᠰᠡᠳᠬᠢᠯ  ᠳᠤ  ᠪᠠᠨ ᠭᠠᠯ  ᠲᠠᠢ ᠢᠷᠡᠭᠡᠷᠡᠢ
ᠰᠠᠨᠠᠬᠤ ᠥᠬᠡᠢ ᠪᠠᠢᠬᠤ  ᠶᠢᠨ ᠠᠷᠭ᠎ᠠ ᠥᠬᠡᠢ
ᠰᠠᠢᠬᠠᠨ ᠴᠢᠮᠠᠶᠢ ᠠᠷᠭᠠᠳᠠᠶ᠎ᠠ
ᠭᠠᠩᠳᠠᠰᠢ ᠥᠬᠡᠢ ᠬᠠᠢᠷ᠎ᠠ  ᠶᠢᠨ ᠥᠷᠭᠦᠭᠡᠨ  ᠳᠤ  ᠪᠠᠨ
ᠭᠠᠭᠴᠠᠬᠠᠨ ᠴᠢᠮᠠᠶᠢ  ᠪᠠᠨ ᠬᠦᠯᠢᠶᠡᠨ᠎ᠡ
ᠵᠢᠷᠦᠬᠡᠨ  ᠤ ᠮᠢᠨᠢ ᠬᠠᠢᠷᠠᠨ  ᠳᠤ ᠵᠥᠩᠳᠡᠭᠡᠨ ᠰᠠᠭᠠᠳᠠᠭᠠᠷᠠᠢ
ᠴᠢᠮ᠎ᠠ ᠥᠬᠡᠢ  ᠪᠠᠷ ᠭᠠᠩᠳᠠᠬᠤ ᠠᠮᠢᠳᠤᠷᠠᠯ  ᠳᠤ ᠮᠢᠨᠢ
ᠰᠡᠳᠬᠢᠯ  ᠳᠤ  ᠪᠠᠨ ᠭᠠᠯ  ᠲᠠᠢ ᠢᠷᠡᠭᠡᠷᠡᠢ
ᠪᠣᠳᠣᠬᠤ ᠥᠬᠡᠢ ᠪᠠᠢᠬᠤ  ᠶᠢᠨ ᠠᠷᠭ᠎ᠠ ᠥᠬᠡᠢ
ᠪᠣᠯᠵᠣᠭᠠᠲᠤ ᠡᠳᠦᠷ  ᠢᠶᠠᠨ ᠠᠷᠭᠠᠳᠠᠶ᠎ᠠ
ᠳᠤᠮᠳᠠᠷᠠᠰᠢ ᠥᠬᠡᠢ ᠬᠡᠭᠡᠨ ᠬᠠᠢᠷᠠᠨ  ᠳᠤ  ᠪᠠᠨ
ᠲᠠᠩᠳᠠ ᠴᠢᠮᠠᠶᠢ ᠪᠠᠨ ᠬᠦᠯᠢᠶᠡᠨ᠎ᠡ
ᠵᠢᠷᠦᠬᠡᠨ  ᠤ ᠮᠢᠨᠢ ᠬᠠᠢᠷᠠᠨ  ᠳᠤ ᠵᠥᠩᠳᠡᠭᠡᠨ ᠰᠠᠭᠠᠳᠠᠭᠠᠷᠠᠢ
ᠴᠢᠮ᠎ᠠ ᠥᠬᠡᠢ  ᠪᠠᠷ ᠭᠠᠩᠳᠠᠬᠤ ᠠᠮᠢᠳᠤᠷᠠᠯ  ᠳᠤ ᠮᠢᠨᠢ
ᠰᠡᠳᠬᠢᠯ  ᠳᠤ  ᠪᠠᠨ ᠭᠠᠯ  ᠲᠠᠢ ᠢᠷᠡᠭᠡᠷᠡᠢ
ᠵᠢᠷᠦᠬᠡᠨ  ᠤ ᠮᠢᠨᠢ ᠬᠠᠢᠷᠠᠨ  ᠳᠤ ᠵᠥᠩᠳᠡᠭᠡᠨ ᠰᠠᠭᠠᠳᠠᠭᠠᠷᠠᠢ
ᠴᠢᠮ᠎ᠠ ᠥᠬᠡᠢ  ᠪᠠᠷ ᠭᠠᠩᠳᠠᠬᠤ ᠠᠮᠢᠳᠤᠷᠠᠯ  ᠳᠤ ᠮᠢᠨᠢ
ᠰᠡᠳᠬᠢᠯ  ᠳᠤ  ᠪᠠᠨ ᠭᠠᠯ  ᠲᠠᠢ ᠢᠷᠡᠭᠡᠷᠡᠢ
ᠰᠡᠳᠬᠢᠯ  ᠳᠤ  ᠪᠠᠨ ᠭᠠᠯ  ᠲᠠᠢ ᠢᠷᠡᠭᠡᠷᠡᠢ
📥 下载LRC歌词 📄 下载TXT歌词

支持卡拉OK同步显示,可用记事本编辑