双合尔山的传说

歌手: 苏日娜 • 专辑:双合尔山的传说 • 发布时间:2022-01-26
作词 : 陶格唐嘎
 作曲 : 钟耐
ᠦᠯᠦᠭᠡᠢ ᠬᠠᠢᠷᠠᠲᠠᠢ ᠨᠤᠲᠤᠭ ᠲᠤ ᠮᠢᠨᠢ
ᠦᠵᠡᠮᠵᠢ ᠪᠣᠯᠣᠭᠰᠠᠨ ᠱᠣᠩᠬᠣᠷ ᠠᠭᠤᠯᠠ ᠬᠦᠢ
ᠦᠩᠭᠡᠷᠡᠭᠰᠡᠨ ᠦ ᠳᠣᠮᠣᠭ ᠢ ᠴᠢᠨᠢ ᠳᠡᠯᠭᠡᠭᠡᠳ ᠬᠡᠯᠡᠪᠡᠯ ᠡ
ᠦᠯᠢᠭᠡᠷ ᠲᠡᠢ ᠪᠦᠭᠡᠳ ᠰᠣᠨᠢᠷᠬᠠᠯᠲᠠᠢ ᠶᠤᠮ ᠡ ᠬᠦᠢ
ᠬᠠᠭᠠᠨ ᠬᠣᠷᠮᠣᠰᠲᠠ ᠶᠢᠨ ᠨᠠᠴᠢᠨ ᠱᠣᠩᠬᠣᠷ ᠨᠢ
ᠬᠠᠯᠢᠨ ᠰᠢᠷᠭᠤᠭᠰᠠᠨ ᠱᠣᠩᠬᠣᠷ ᠠᠭᠤᠯᠠ ᠬᠦᠢ
ᠬᠤᠪᠢᠯᠭᠠᠨ ᠨᠠᠨᠳᠢᠨ ᠨᠠᠪᠳᠠᠭ ᠰᠠᠪᠳᠠᠭ ᠨᠢ
ᠬᠣᠷᠴᠢᠨ ᠨᠤᠲᠤᠭ ᠢ ᠮᠢᠨᠢ ᠢᠪᠡᠭᠡᠭᠰᠡᠨ ᠶᠤᠮ ᠡ ᠬᠦᠢ
ᠰᠠᠭᠤᠭᠠᠳ ᠲᠡᠭᠡᠭᠰᠡᠨ ᠭᠠᠵᠠᠷ ᠴᠢᠨᠢ
ᠱᠣᠩᠬᠣᠷ ᠠᠭᠤᠯᠠ ᠨᠢ ᠪᠣᠰᠣᠭᠰᠠᠨ ᠶᠤᠮ ᠡ ᠬᠦᠢ
ᠰᠣᠳᠣ ᠵᠢᠭᠦᠷ ᠢᠶᠡᠨ  ᠳᠡᠯᠭᠡᠭᠰᠡᠨ ᠭᠠᠵᠠᠷ ᠲᠤ ᠴᠢᠨᠢ
ᠰᠣᠨᠢᠨ ᠬᠣᠶᠠᠷ ᠬᠠᠳᠠ ᠨᠢ ᠤᠷᠭᠤᠭᠰᠠᠨ ᠶᠤᠮ ᠡ ᠬᠦᠢ
ᠰᠡᠭᠦᠯ ᠴᠢᠨᠢ ᠬᠦᠷᠦᠭᠰᠡᠨ ᠭᠠᠵᠠᠷ ᠲᠤ
ᠰᠡᠬᠦᠢᠭᠰᠡᠨ ᠴᠠᠭᠠᠨ ᠮᠠᠩᠬ᠎ᠠ ᠪᠣᠯᠵᠤ ᠬᠣᠴᠣᠷᠣᠭᠰᠠᠨ ᠶᠤᠮ ᠡ ᠬᠦᠢ
ᠰᠠᠯᠵᠤ ᠶᠠᠳᠠᠭᠰᠠᠨ ᠤᠶᠠᠷᠠᠯ ᠤᠨ ᠨᠢᠯᠪᠤᠰᠤ ᠴᠢᠨᠢ
ᠴᠠᠯᠭᠢᠯᠠᠭᠰᠠᠨ ᠬᠣᠶᠠᠷ ᠨᠠᠭᠤᠷ ᠪᠣᠯᠵᠤ ᠬᠣᠴᠣᠷᠤᠭᠰᠠᠨ ᠶᠤᠮ ᠡ ᠬᠦᠢ
📥 下载LRC歌词 📄 下载TXT歌词

支持卡拉OK同步显示,可用记事本编辑