宴歌

歌手: 安达组合 Anda union • 专辑:宴歌 • 发布时间:2024-02-11
ᠠᠯᠳᠠᠨ ᠨᠠᠷᠠᠨ ᠲᠤᠨᠤᠷᠠᠭᠰᠠᠨ ᠬᠥᠳᠡᠭᠡ ᠳ᠋ᠦ ᠪᠠᠨ
ᠠᠭᠯᠠᠭ ᠠᠭᠤᠯᠠᠰ ᠤᠨ ᠴᠠᠰᠤ ᠬᠠᠨᠵᠠᠷᠠᠵᠤ ᠪᠠᠶᠢᠨ᠎ᠠ
ᠠᠩᠬᠠᠨ ᠤ ᠪᠤᠷᠤᠭ᠎ᠠ ᠰᠢᠪᠡᠷᠡᠨ ᠵᠦᠰᠡᠷᠡᠬᠦ ᠳ᠋ᠦ
ᠠᠭᠢ ᠭᠠᠩᠭ᠎ᠠ ᠶᠢᠨ ᠦᠨᠦᠷ ᠰᠡᠩᠭᠢᠨᠡᠵᠤ ᠯᠡ ᠪᠠᠶᠢᠨ᠎ᠠ
ᠠᠮᠤᠭᠤᠯᠠᠩ ᠨᠠᠯᠠᠶᠢᠬᠤ ᠠᠶᠢᠯ ᠤᠨ ᠬᠣᠲᠠᠨ ᠳ᠋ᠦ ᠨᠢ
ᠨᠢᠯᠬ᠎ᠠ ᠲᠥᠯ ᠦᠨ ᠳᠠᠭᠤ ᠴᠠᠩᠭᠢᠨᠠᠵᠤ ᠪᠠᠶᠢᠨ᠎ᠠ
ᠨᠠᠶᠢᠷ ᠬᠦᠷ ᠢᠶᠡᠷ ᠬᠦᠷᠭᠡᠯᠡᠭᠰᠡᠨ ᠦᠷᠭᠦᠭᠡᠨ ᠳ᠋ᠦ ᠨᠢ
ᠨᠠᠶᠢᠷᠠᠭ ᠠᠶᠢᠷᠠᠭ ᠢᠶᠠᠷ ᠪᠢᠯᠬᠠᠨ ᠲᠦᠭᠦᠷᠴᠦ ᠯᠡ ᠪᠠᠶᠢᠨ᠎ᠠ
ᠠᠬᠠᠰ ᠵᠠᠬᠠᠰ ᠢᠶᠠᠨ ᠬᠦᠨᠳᠦᠯᠡᠨ ᠳᠠᠭᠤᠯᠠᠶ᠎ᠠ
ᠠᠬᠠᠨ ᠳᠡᠭᠦᠰ ᠢᠶᠡᠨ ᠬᠠᠶᠢᠷᠠᠯᠠᠨ ᠳᠠᠭᠤᠯᠠᠶ᠎ᠠ
ᠠᠯᠢᠶ᠎ᠠ ᠵᠢᠭᠠᠯ ᠢᠶᠠᠨ ᠡᠪᠡᠶᠢᠯᠡᠨ ᠳᠠᠭᠤᠯᠠᠶ᠎ᠠ
ᠠᠨᠳᠠ ᠨᠠᠶᠢᠵᠠ ᠲᠠᠢ ᠪᠠᠨ ᠵᠣᠯᠭᠠᠨ ᠳᠠᠭᠤᠯᠠᠶ᠎ᠠ
ᠠᠷᠢᠭᠤᠨ ᠳᠠᠭᠱᠠᠨ ᠨᠤᠲᠤᠭ ᠢᠶᠠᠨ ᠳᠠᠭᠤᠯᠠᠶ᠎ᠠ
ᠠᠮᠵᠢᠯᠲᠠ ᠪᠦᠲᠦᠭᠡᠯ ᠢᠶᠡᠨ ᠪᠡᠯᠭᠡᠯᠡᠨ ᠳᠠᠭᠤᠯᠠᠶ᠎ᠠ
ᠪᠠᠬᠠᠷᠤᠨ ᠪᠡᠯᠭᠡᠯᠡᠨ ᠢᠷᠦᠭᠡᠨ ᠨᠠᠶᠢᠷᠯᠠᠨ
ᠠᠯᠤᠰ ᠤᠨ ᠬᠠᠷᠭᠤᠢ ᠪᠠᠨ ᠢᠷᠦᠭᠡᠨ
ᠠᠵᠠ ᠵᠢᠷᠭᠠᠯ ᠢᠶᠠᠨ ᠨᠠᠶᠢᠷᠯᠠᠨ ᠳᠠᠭᠤᠯᠠᠶ᠎ᠠ
ᠠᠬᠠᠰ ᠵᠠᠬᠠᠰ ᠢᠶᠠᠨ ᠬᠦᠨᠳᠦᠯᠡᠨ ᠳᠠᠭᠤᠯᠠᠶ᠎ᠠ
ᠠᠬᠠᠨ ᠳᠡᠭᠦᠰ ᠢᠶᠡᠨ ᠬᠠᠶᠢᠷᠠᠯᠠᠨ ᠳᠠᠭᠤᠯᠠᠶ᠎ᠠ
ᠡᠪᠡᠢ ᠡᠪᠡᠢ ᠡᠪᠡᠢ ᠡᠪᠡᠢ
ᠠᠯᠢᠶ᠎ᠠ ᠵᠢᠭᠠᠯ ᠮᠢᠨᠢ ᠡᠪᠡᠶ
ᠠᠨᠳᠠ ᠨᠠᠶᠢᠵᠠ ᠲᠠᠢ ᠪᠠᠨ ᠵᠣᠯᠭᠠᠨ ᠳᠠᠭᠤᠯᠠᠶ᠎ᠠ
ᠤᠷᠲᠤ ᠶᠢᠨ ᠳᠠᠭᠤᠨ ᠤ ᠰᠢᠷᠦᠩᠬᠠᠢ ᠡᠭᠡᠰᠢᠭ ᠲᠦ ᠨᠢ
ᠦᠷᠭᠡᠨ ᠲᠠᠯ᠎ᠠ ᠨᠢ ᠤᠶᠠᠷᠠᠨ ᠤᠶᠠᠩᠭᠠᠷᠠᠵᠤ ᠪᠠᠶᠢᠨ᠎ᠠ
ᠦᠷ ᠦᠨ ᠲᠤᠶᠠᠭ᠎ᠠ ᠡᠵᠢ ᠶᠢᠨ ᠡᠩᠭᠡᠷ ᠲᠦ ᠲᠤᠰᠬᠤ ᠳ᠋ᠦ ᠨᠢ
ᠦᠩᠭᠡ ᠶᠢᠨ ᠰᠣᠯᠣᠩᠭ᠎ᠠ ᠲᠠᠲᠠᠨ ᠲᠤᠶᠠᠭᠠᠷᠠᠵᠤ ᠪᠠᠶᠢᠨ᠎ᠠ
ᠬᠠᠨ ᠬᠦᠪᠴᠢ ᠶᠢᠨ ᠦᠨᠳᠦᠷ ᠰᠠᠷᠢᠳᠠᠭ ᠲᠤ ᠨᠢ
ᠬᠠᠩᠭᠠᠢ ᠲᠠᠶᠢᠭ᠎ᠠ ᠨᠢ ᠰᠦᠭᠯᠡᠶᠢᠨ ᠲᠦᠩᠭᠦᠶᠢᠵᠤ ᠪᠠᠶᠢᠨ᠎ᠠ
ᠬᠠᠩᠬᠠᠷ ᠠᠪᠤ ᠮᠢᠨᠢ ᠬᠣᠶᠢᠮᠤᠷ ᠲᠤ ᠬᠠᠩᠬᠠᠶᠢᠬᠤ ᠳ᠋ᠦ ᠨᠢ
ᠬᠠᠨᠠᠲᠤ ᠭᠡᠷ ᠢ ᠠᠮᠤᠷ ᠲᠠᠶᠢᠪᠤᠩ ᠬᠤᠴᠢᠵᠤ ᠪᠠᠶᠢᠨ᠎ᠠ
ᠠᠷᠢᠭᠤᠨ ᠳᠠᠭᠱᠠᠨ ᠨᠤᠲᠤᠭ ᠢᠶᠠᠨ ᠪᠠᠬᠠᠷᠤᠨ ᠳᠠᠭᠤᠯᠠᠶ᠎ᠠ
ᠠᠮᠵᠢᠯᠲᠠ ᠪᠦᠲᠦᠭᠡᠯ ᠢᠶᠡᠨ ᠪᠠᠬᠠᠳᠤᠨ ᠳᠠᠭᠤᠯᠠᠶ᠎ᠠ
ᠠᠯᠤᠰ ᠤᠨ ᠬᠠᠷᠭᠤᠢ ᠪᠠᠨ ᠢᠷᠦᠭᠡᠨ ᠳᠠᠭᠤᠯᠠᠶ᠎ᠠ
ᠠᠵᠠ ᠵᠢᠷᠭᠠᠯ ᠢᠶᠠᠨ ᠨᠠᠶᠢᠷᠯᠠᠨ ᠳᠠᠭᠤᠯᠠᠶ᠎ᠠ
ᠠᠬᠠᠰ ᠵᠠᠬᠠᠰ ᠢᠶᠠᠨ ᠬᠦᠨᠳᠦᠯᠡᠨ ᠳᠠᠭᠤᠯᠠᠶ᠎ᠠ
ᠠᠬᠠᠨ ᠳᠡᠭᠦᠰ ᠢᠶᠡᠨ ᠬᠠᠶᠢᠷᠠᠯᠠᠨ ᠳᠠᠭᠤᠯᠠᠶ᠎ᠠ
ᠠᠯᠢᠶ᠎ᠠ ᠵᠢᠭᠠᠯ ᠡᠪᠡᠶᠢᠯᠡᠨ ᠳᠠᠭᠤᠯᠠᠶ᠎ᠠ
ᠠᠨᠳᠠ ᠨᠠᠶᠢᠵᠠ ᠲᠠᠢ ᠪᠠᠨ ᠵᠣᠯᠭᠠᠨ ᠳᠠᠭᠤᠯᠠᠶ᠎ᠠ
ᠦᠭᠡ ᠬᠠᠳᠠᠭᠴᠢ᠄ ᠰᠦᠮᠪᠦᠷ
📥 下载LRC歌词 📄 下载TXT歌词

支持卡拉OK同步显示,可用记事本编辑