Hair(爱)2024

歌手: 达尔扈特·莫日根 Emma艾玛 • 专辑:Hair(爱)2024 • 发布时间:2024-06-16
作词 : 达尔扈特·莫日根
 作曲 : 达尔扈特·莫日根
 编曲 : 达尔扈特·莫日根/Allen蒙柯
ᠰᠠᠷᠠᠨ ᠤ ᠲᠤᠶᠠᠭᠠᠨ ᠳᠣᠣᠷ᠎ᠠ
ᠰᠠᠷᠠᠭᠤᠯ ᠲᠠᠯ᠎ᠠ ᠶᠢᠨ ᠤᠨᠢᠶᠠᠷ ᠳᠤᠮᠳᠠ
ᠬᠠᠢᠯᠭᠠᠨ ᠴᠢ ᠮᠢᠨᠢ ᠰᠠᠨᠠᠭᠳᠠᠭᠤᠯᠤᠨ᠎ᠠ ᠳ᠋ᠠ
ᠰᠠᠭᠠᠷᠠᠯ ᠮᠣᠷᠢ ᠲᠠᠢ ᠴᠢᠮ᠎ᠠ ᠳ᠋ᠠᠭᠠᠨ ᠬᠦᠷᠦᠨ᠎ᠠ ᠳ᠋ᠠ
ᠦᠯᠢᠭᠡᠷ ᠳᠣᠮᠣᠭ ᠰᠢᠭ᠋ ᠢᠶᠡᠷ
ᠭᠦᠶᠦᠨ ᠨᠠᠳᠠ ᠤᠷᠤᠭᠤ ᠢᠷ᠎ᠡ
ᠵᠥᠪ ᠴᠠᠭ ᠤᠨ ᠵᠠᠶᠠᠭᠠᠨ ᠳᠤ ᠠᠵᠠ ᠵᠢᠷᠭᠠᠯ ᠬᠦᠯᠢᠶᠡᠨ᠎ᠠ
ᠵᠡᠭᠦᠳᠦ ᠶᠤᠮ ᠰᠢᠭ ᠢᠶᠡᠷ
ᠴᠢᠨᠤ ᠬᠠᠴᠠᠷ ᠢ ᠢᠯᠡᠨ
ᠳᠣᠷᠣᠨ᠎ᠠ ᠵᠦᠭ ᠡᠴᠡ ᠳᠠᠲᠠᠬᠤ ᠭᠡᠷᠡᠯ ᠡᠭᠦᠯᠡ ᠴᠣᠭᠣᠯᠬᠤ ᠦᠶ᠎ᠡ ᠪᠡᠷ
ᠵᠠᠭᠤᠨ ᠵᠢᠯ ᠪᠣᠯᠣᠭᠰᠠᠨ ᠴᠤ ᠮᠢᠨᠢ ᠰᠡᠳᠭᠢᠯ ᠬᠡᠪ ᠢᠶᠡᠷ
ᠣᠨ ᠴᠠᠭ ᠬᠤᠪᠢᠷᠠᠭᠰᠠᠨ ᠴᠤ ᠪᠢ ᠴᠢᠮᠠᠶᠢ ᠬᠦᠯᠢᠶᠡᠨ᠎ᠠ
ᠮᠥᠷᠤᠨ ᠳᠡᠭᠡᠷ᠎ᠡ ᠪᠠᠢᠭ᠎ᠠ ᠨᠢ ᠵᠢᠷᠦᠬᠡ ᠪᠣᠯᠣᠨ ᠭᠡᠷ ᠡ
ᠡᠨᠡ ᠪᠣᠯ ᠬᠠᠢᠷ᠎ᠠ ᠳᠦᠯ ᠰᠢᠭ ᠢᠶᠡᠨ ᠪᠦᠯᠢᠶᠡᠨ
ᠡᠨᠡᠬᠦ ᠨᠢᠭᠤᠴᠠᠭᠠᠨ ᠳᠤ ᠦᠯᠡᠳᠡᠭ᠍ᠳᠡᠬᠦ ᠪᠢᠳᠠᠨ ᠳᠤᠷᠠᠯᠠᠯ
ᠬᠠᠭᠤᠳᠠᠰᠤ ᠪᠠᠨ ᠡᠷᠭᠢᠭᠦᠯ᠂ ᠬᠠᠢᠷ᠎ᠠ ᠭᠡᠳᠡᠭ ᠤᠷᠠᠯᠢᠭ
ᠳᠠᠭᠤᠴᠠᠭᠠᠨ ᠳᠤ ᠮᠣᠩᠭᠣᠯ ᠡᠷ᠎ᠡ ᠬᠥᠮᠥᠨ ᠮᠣᠷᠢᠨ ᠳᠡᠯ ᠢᠶᠡᠨ ᠴᠢᠩᠭᠠᠯ
ᠣᠴᠢᠬᠤ ᠭᠠᠵᠠᠷ ᠬᠣᠯᠠ ᠪᠠᠢᠨ᠎ᠠ᠂ ᠰᠢᠳᠤ ᠪᠠᠨ ᠵᠠᠭᠤᠨ ᠵᠠᠩᠭᠢᠳ
ᠮᠥᠷ ᠢᠶᠡᠨ ᠦᠯᠡᠳᠡᠭᠡᠵᠤ ᠠᠭᠤᠯᠠᠰ ᠳᠠᠪᠠᠨ᠎ᠠ
ᠳᠠᠭᠤᠰᠭᠠᠵᠤ ᠪᠠᠶ᠎ᠡ ᠪᠠᠨ ᠵᠣᠷᠢᠭᠤᠯᠵᠤ᠂ ᠭᠠᠪᠠᠨ ᠳᠤ
ᠳᠠᠭᠤᠨ ᠳᠡᠭᠡᠷ᠎ᠡ ᠦᠯᠡᠳᠡᠭ᠍ᠳᠡᠬᠦ ᠡᠨᠡᠬᠦ ᠰᠥᠰᠥ᠍ ᠵᠣᠷᠢᠭ
ᠲᠡᠭᠦᠯᠢᠨ᠎ᠡ ᠪᠦᠷᠭᠦᠳ ᠰᠢᠭ ᠬᠡᠵᠢᠶᠡᠳᠡ ᠪᠢᠲᠡᠭᠡᠢ ᠬᠣᠷᠢᠭ᠌ᠳᠠ
ᠮᠥᠷᠦᠭᠡᠳᠤᠨ ᠤᠳᠠᠯ᠎ᠠ
ᠵᠠᠭᠤᠨ ᠵᠠᠭᠤᠨ ᠵᠢᠯ
ᠵᠠᠭᠤᠨ ᠵᠠᠭᠤᠨ ᠵᠢᠯ
ᠤᠯᠠᠷᠢᠨ ᠦᠯᠡᠳᠡᠭ᠍ᠳᠡᠨ᠎ᠡ
ᠴᠢᠮ᠎ᠠ ᠶᠢ ᠪᠢ ᠳᠤᠷᠠᠰᠤᠯ᠎ᠠ
ᠴᠢᠮ᠎ᠠ ᠲᠡᠪᠡᠷᠡᠵᠤ ᠴᠢᠨᠢ ᠳᠡᠷᠭᠡᠳᠡ ᠨᠣᠢᠷᠰᠤᠮᠠᠷ ᠯᠠ ᠪᠠᠢᠨ᠎ᠠ
ᠰᠠᠷᠠᠨ ᠤ ᠲᠤᠶᠠᠭᠠᠨ ᠳᠣᠣᠷ᠎ᠠ
ᠰᠠᠷᠠᠭᠤᠯ ᠲᠠᠯ᠎ᠠ ᠶᠢᠨ ᠤᠨᠢᠶᠠᠷ ᠳᠤᠮᠳᠠ
ᠬᠠᠢᠯᠭᠠᠨ ᠴᠢ ᠮᠢᠨᠢ ᠰᠠᠨᠠᠭᠳᠠᠭᠤᠯᠤᠨ᠎ᠠ ᠳ᠋ᠠ
ᠰᠠᠭᠠᠷᠠᠯ ᠮᠣᠷᠢ ᠲᠠᠢ ᠴᠢᠮ᠎ᠠ ᠳ᠋ᠠᠭᠠᠨ ᠬᠦᠷᠦᠨ᠎ᠠ ᠳ᠋ᠠ

ᠴᠠᠭ ᠬᠤᠭᠤᠴᠠᠭ᠎ᠠ ᠭᠡᠷᠡᠴᠢ ᠪᠣᠯᠣᠨ᠎ᠠ
ᠬᠠᠢᠷ᠎ᠠ ᠳᠤᠷᠠᠯᠠᠯ ᠡᠮ ᠪᠣᠯᠣᠨ᠎ᠠ
ᠪᠡᠷᠬᠡ ᠨᠢᠭᠤᠴᠠᠭᠠᠨ ᠳᠤ ᠳᠡᠰᠴᠣ ᠪᠣᠯᠣᠨ᠎ᠠ
ᠡᠷᠢᠵᠤ ᠴᠢᠮ᠎ᠠ ᠶᠢ ᠬᠠᠢᠵᠤ ᠣᠯᠣᠨ᠎ᠠ
ᠮᠥᠷᠡᠨ ᠳᠠᠪᠠᠯᠭᠠᠯᠠᠵᠤ ᠤᠷᠤᠰᠤᠨ ᠲᠤᠩᠭᠠᠯᠠᠭ ᠤᠰᠤᠨ ᠳᠤ
ᠤᠷᠤᠰᠤᠨ ᠮᠢᠨᠢ ᠳᠤᠷᠠᠰᠤᠮᠵᠢ ᠮᠢᠨᠢ ᠮᠢᠬ᠎ᠠ ᠴᠢᠰᠤᠨ ᠳᠤ
ᠶᠠᠭ ᠡᠨᠡ ᠴᠠᠭ ᠮᠥᠴᠡ ᠳᠦ ᠦᠯᠢᠭᠡᠷ ᠳᠠᠭᠤᠰᠤᠨ᠎ᠠ
ᠳᠠᠬᠢᠨ ᠲᠦᠷᠦᠵᠤ ᠴᠢᠮ᠎ᠠ ᠲᠠᠢ ᠪᠠᠨ ᠡᠨᠳᠠ ᠪᠠᠷ ᠠᠭᠤᠰᠤᠨ᠎ᠠ
Oh ᠬᠣᠶᠠᠭᠤᠯᠠ ᠴᠡᠴᠡᠭ ᠪᠣᠯᠣᠨ ᠳᠡᠯᠭᠡᠷᠡᠨ᠎ᠡ
ᠨᠣᠭᠣᠭᠠᠨ ᠲᠠᠯ᠎ᠠ ᠳᠡᠭᠡᠷ᠎ᠡ ᠴᠢᠮᠡᠭ ᠪᠣᠯᠣᠨ ᠶᠠᠭᠤᠨ ᠠᠴᠠ ᠭᠡᠰᠡᠨ ᠨᠡᠯᠡᠭᠡᠷ
ᠴᠢ ᠮᠢᠨᠢ ᠠᠮᠢᠳᠤᠷᠠᠯ ᠤᠨ ᠣᠯᠠᠨ ᠶᠠᠩᠵᠤ ᠶᠢᠨ ᠬᠡᠯᠪᠡᠷᠢ
ᠰᠡᠴᠡᠨ ᠤᠬᠠᠭᠠᠨ ᠣᠶᠣᠨ ᠰᠠᠨᠠᠭ᠎ᠠ ᠲᠡᠭ᠍ᠷᠢ ᠴᠢᠮ᠎ᠠ ᠳᠤ ᠪᠡᠯᠡᠭ᠍ᠯᠡᠵᠦ
ᠴᠢ ᠪᠠᠢᠪᠠᠯ ᠪᠥᠮᠪᠥᠷᠴᠡᠭ ᠲᠡᠩᠬᠡᠯᠢᠭ ᠦᠭᠡᠢ ᠪᠡᠷ ᠡᠷᠭᠢᠨ᠎ᠠ
ᠦᠰᠦᠭ ᠪᠢᠴᠢᠭ ᠤᠰᠤᠨ ᠪᠣᠳᠣᠭ ᠤᠷᠠᠯᠢᠭ ᠪᠣᠯᠵᠤ ᠬᠡᠪᠯᠡᠨ᠎ᠠ
ᠪᠦᠰᠡᠭᠦᠢ ᠴᠢᠨᠢ ᠭᠤᠸ᠎ᠠ ᠰᠠᠢᠬᠠᠨ ᠨᠢ ᠰᠥᠨᠢ ᠶᠢᠨ ᠵᠡᠭᠦᠳᠦ ᠶᠢ ᠨᠥᠮᠦᠷᠡᠨ᠎ᠡ
ᠪᠤᠭᠤᠷᠤᠯ ᠲᠠᠯ᠎ᠠ ᠨᠢ ᠪᠢᠳᠠᠨ ᠤ ᠲᠡᠤᠬᠡ ᠶᠢ ᠥᠭᠦᠯᠡᠨ᠎ᠡ
ᠮᠥᠷᠦᠭᠡᠳᠤᠨ ᠤᠳᠠᠯ᠎ᠠ
ᠵᠠᠭᠤᠨ ᠵᠠᠭᠤᠨ ᠵᠢᠯ
ᠵᠠᠭᠤᠨ ᠵᠠᠭᠤᠨ ᠵᠢᠯ
ᠤᠯᠠᠷᠢᠨ ᠦᠯᠡᠳᠡᠭ᠍ᠳᠡᠨ᠎ᠡ
ᠴᠢᠮ᠎ᠠ ᠶᠢ ᠪᠢ ᠳᠤᠷᠠᠰᠤᠯ᠎ᠠ
ᠴᠢᠮ᠎ᠠ ᠲᠡᠪᠡᠷᠡᠵᠤ ᠴᠢᠨᠢ ᠳᠡᠷᠭᠡᠳᠡ ᠨᠣᠢᠷᠰᠤᠮᠠᠷ ᠯᠠ ᠪᠠᠢᠨ᠎ᠠ
ᠰᠠᠷᠠᠨ ᠤ ᠲᠤᠶᠠᠭᠠᠨ ᠳᠣᠣᠷ᠎ᠠ
ᠰᠠᠷᠠᠭᠤᠯ ᠲᠠᠯ᠎ᠠ ᠶᠢᠨ ᠤᠨᠢᠶᠠᠷ ᠳᠤᠮᠳᠠ
ᠬᠠᠢᠯᠭᠠᠨ ᠴᠢ ᠮᠢᠨᠢ ᠰᠠᠨᠠᠭᠳᠠᠭᠤᠯᠤᠨ᠎ᠠ ᠳ᠋ᠠ
ᠰᠠᠭᠠᠷᠠᠯ ᠮᠣᠷᠢ ᠲᠠᠢ ᠴᠢᠮ᠎ᠠ ᠳ᠋ᠠᠭᠠᠨ ᠬᠦᠷᠦᠨ᠎ᠠ ᠳ᠋ᠠ
📥 下载LRC歌词 📄 下载TXT歌词

支持卡拉OK同步显示,可用记事本编辑