孤独

歌手: 乌日雅 • 专辑:Uraa • 发布时间:2017-05-12
作词 : 吉布哈
 作曲 : 吉布哈
ᠭᠠᠭᠴᠠᠭᠠᠷᠳᠠᠵᠤ ᠨᠣᠢᠷ ᠬᠤᠯᠵᠢᠭᠰᠠᠨ ᠡᠨᠡ ᠨᠠᠮᠤᠭᠤᠬᠠᠨ ᠦᠳᠡᠱᠢ ᠪᠡᠷ
ᠬᠠᠢᠷᠠᠲᠤ ᠮᠢᠨᠢ ᠴᠢᠮᠠᠢ ᠪᠠᠨ ᠪᠢ ᠳᠡᠩᠳᠡᠭᠦᠦ ᠶᠡᠬᠡ ᠰᠠᠨᠠᠯ᠎ᠠ
ᠬᠣᠩᠭᠣᠷ ᠴᠢᠨᠦᠬᠢ ᠪᠡᠨ ᠡᠪᠦᠷ ᠲᠦ᠍ ᠡᠷᠬᠡᠯᠡᠵᠦ ᠥᠩᠭᠡᠷᠡᠭᠰᠡᠨ
ᠬᠠᠯᠠᠭᠤᠬᠠᠨ ᠲᠡᠷᠡ ᠮᠥᠴᠡ ᠪᠡᠨ ᠳᠡᠩᠳᠡᠭᠦᠦ ᠰᠠᠨᠠᠯ᠎ᠠ
ᠠᠵᠠ ᠵᠢᠷᠭᠠᠯ ᠶᠠᠭᠠᠬᠢᠭᠠᠳ ᠲᠠᠩᠳᠠ ᠪᠣᠭᠣᠨᠢᠬᠠᠨ ᠪᠠᠢᠳᠠᠭ ᠪᠣᠢ
ᠠᠯᠳᠠᠭᠠᠷᠠᠢ ᠴᠢ ᠮᠢᠨᠢ ᠶᠠᠭᠠᠬᠢᠭᠠᠳ ᠨᠠᠮᠠᠢ ᠣᠷᠬᠢᠭᠠᠳ ᠶᠠᠪᠤᠨ᠎ᠠ ᠪᠣᠢ
ᠠᠩᠬ᠎ᠠ ᠬᠠᠷᠠᠭᠰᠠᠨ ᠱᠢᠭ ᠢ᠋ᠶ᠋ᠡᠨ ᠠᠩᠬ᠎ᠠ ᠪᠣᠯᠵᠣᠭᠰᠠᠨ ᠱᠢᠭ ᠢ᠋ᠶ᠋ᠡᠨ
ᠡᠭᠦᠷᠢᠳᠡ ᠠᠮᠠᠯᠠᠭᠰᠠᠨ ᠢ᠋ᠶ᠋ᠠᠷ ᠢ᠋ᠶ᠋ᠠᠨ ᠪᠠᠢᠵᠤ ᠶᠠᠭᠠᠬᠢᠭᠠᠳ ᠪᠣᠯᠤᠭ᠎ᠠ ᠦᠭᠡᠢ ᠪᠣᠢ
ᠬᠡᠷᠪᠡ ᠣᠳᠣ ᠨᠠᠮᠠᠢ ᠴᠢ ᠮᠢᠨᠢ ᠮᠠᠷᠲᠠᠭ᠎ᠠ ᠦᠭᠡᠢ ᠪᠣᠯ
ᠬᠡᠷᠪᠡ ᠣᠳᠣ ᠥᠭᠡᠷ᠎ᠡ ᠬᠥᠮᠦᠨ ᠢ᠋ ᠴᠢ ᠬᠠᠢᠷᠠᠯᠠᠭ᠎ᠠ ᠦᠭᠡᠢ ᠪᠣᠯ
ᠬᠠᠲᠠᠭᠤᠬᠠᠨ ᠦᠭᠡ ᠪᠡᠷ ᠨᠠᠮᠠᠶ᠋ᠢ ᠭᠣᠮᠣᠳᠠᠭᠠᠭᠰᠠᠨ ᠢ᠋ ᠴᠢᠨᠢ ᠠᠭᠤᠴᠢᠯᠠᠶ᠎ᠠ
ᠬᠣᠩᠭᠣᠷ ᠴᠢ ᠮᠢᠨᠢ ᠬᠤᠷᠳᠤᠬᠠᠨ ᠨᠠᠳᠠ ᠳ᠋ᠠᠭᠠᠨ ᠢᠷᠡᠭᠡᠴᠢ

ᠭᠤᠨᠢᠷᠬᠠᠵᠤ ᠨᠣᠢᠷ ᠬᠤᠯᠵᠢᠭᠰᠠᠨ ᠡᠨᠡ ᠰᠡᠷᠢᠭᠦᠬᠡᠨ ᠦᠳᠡᠱᠢ ᠪᠡᠷ
ᠬᠠᠢᠷᠠᠲᠤ ᠮᠢᠨᠢ ᠴᠢᠮᠠᠢ ᠪᠠᠨ ᠪᠢ ᠳᠡᠩᠳᠡᠭᠦᠦ ᠶᠡᠬᠡ ᠰᠠᠨᠠᠯ᠎ᠠ
ᠠᠮᠠᠷᠠᠭ ᠴᠢᠨᠦᠬᠢ ᠪᠡᠨ ᠡᠪᠦᠷ ᠲᠦ᠍ ᠨᠠᠯᠠᠨ ᠰᠠᠭᠤᠭᠰᠠᠨ
ᠳᠤᠯᠠᠭᠠᠬᠠᠨ ᠲᠡᠷᠡ ᠮᠥᠴᠡ ᠪᠡᠨ ᠳᠡᠩᠳᠡᠭᠦᠦ ᠰᠠᠨᠠᠯ᠎ᠠ
ᠨᠠᠨᠳᠢᠨ ᠬᠠᠢᠷ᠎ᠠ ᠶᠠᠭᠠᠬᠢᠭᠠᠳ ᠡᠢᠮᠦ ᠯᠡ ᠣᠬᠣᠷᠬᠠᠨ ᠪᠠᠢᠳᠠᠭ ᠪᠣᠢ
ᠡᠩᠬᠦᠷᠡᠢ ᠴᠢ ᠮᠢᠨᠢ ᠶᠠᠭᠠᠬᠢᠭᠠᠳ ᠨᠠᠮᠠᠢ ᠣᠷᠬᠢᠭᠠᠳ ᠶᠠᠪᠤᠨ᠎ᠠ ᠪᠣᠢ
ᠠᠩᠬ᠎ᠠ ᠠᠭᠤᠯᠵᠠᠭᠰᠠᠨ ᠱᠢᠭ ᠢ᠋ᠶ᠋ᠡᠨ ᠠᠩᠬ᠎ᠠ ᠲᠡᠪᠡᠷᠢᠭᠰᠡᠨ ᠱᠢᠭ ᠢ᠋ᠶ᠋ᠡᠨ
ᠡᠭᠦᠷᠢᠳᠡ ᠬᠠᠯᠠᠭᠤᠬᠠᠨ ᠢ᠋ᠶ᠋ᠠᠷ ᠢ᠋ᠶ᠋ᠠᠨ ᠪᠠᠢᠵᠤ ᠶᠠᠭᠠᠬᠢᠭᠠᠳ ᠪᠣᠯᠤᠭ᠎ᠠ ᠦᠭᠡᠢ ᠪᠣᠢ
ᠬᠡᠷᠪᠡ ᠣᠳᠣ ᠨᠠᠮᠠᠶ᠋ᠢ ᠴᠢ ᠮᠢᠨᠢ ᠮᠠᠷᠲᠠᠭ᠎ᠠ ᠦᠭᠡᠢ ᠪᠣᠯ
ᠬᠡᠷᠪᠡ ᠣᠳᠣ ᠥᠭᠡᠷ᠎ᠡ ᠬᠥᠮᠦᠨ ᠢ᠋ ᠴᠢ ᠬᠠᠢᠷᠠᠯᠠᠭ᠎ᠠ ᠦᠭᠡᠢ ᠪᠣᠯ
ᠬᠠᠲᠠᠭᠤᠬᠠᠨ ᠦᠭᠡ ᠪᠡᠷ ᠨᠠᠮᠠᠢ ᠭᠣᠮᠣᠳᠠᠭᠠᠭᠰᠠᠨ ᠢ᠋ ᠴᠢᠨᠢ ᠠᠭᠤᠴᠢᠯᠠᠶ᠎ᠠ
ᠬᠣᠩᠭᠣᠷ ᠴᠢ ᠮᠢᠨᠢ ᠬᠤᠷᠳᠤᠬᠠᠨ ᠨᠠᠳᠠ ᠳ᠋ᠠᠭᠠᠨ ᠢᠷᠡᠭᠡᠴᠢ
ᠬᠡᠷᠪᠡ ᠣᠳᠣ ᠨᠠᠮᠠᠶ᠋ᠢ ᠴᠢ ᠮᠢᠨᠢ ᠮᠠᠷᠲᠠᠭ᠎ᠠ ᠦᠭᠡᠢ ᠪᠣᠯ
ᠬᠡᠷᠪᠡ ᠣᠳᠣ ᠥᠭᠡᠷ᠎ᠡ ᠬᠥᠮᠦᠨ ᠢ᠋ ᠴᠢ ᠬᠠᠢᠷᠠᠯᠠᠭ᠎ᠠ ᠦᠭᠡᠢ ᠪᠣᠯ
ᠬᠠᠲᠠᠭᠤᠬᠠᠨ ᠦᠭᠡ ᠪᠡᠷ ᠨᠠᠮᠠᠢ ᠭᠣᠮᠣᠳᠠᠭᠠᠭᠰᠠᠨ ᠢ᠋ ᠴᠢᠨᠢ ᠠᠭᠤᠴᠢᠯᠠᠶ᠎ᠠ
ᠬᠣᠩᠭᠣᠷ ᠴᠢ ᠮᠢᠨᠢ ᠬᠤᠷᠳᠤᠬᠠᠨ ᠨᠠᠳᠠ ᠳ᠋ᠠᠭᠠᠨ ᠢᠷᠡᠭᠡᠴᠢ
📥 下载LRC歌词 📄 下载TXT歌词

支持卡拉OK同步显示,可用记事本编辑